ᠲᠣᠭᠯᠠᠵᠤ ᠨᠠᠭᠠᠳᠬᠤ ᠳᠠᠭᠠᠨ ᠮᠣᠩᠭᠤᠯ ᠵᠣᠰᠤ ᠰᠤᠷᠤᠨ᠎ᠠ
ᠮᠡᠨᠳᠦᠯᠡᠬᠦ ᠂ ᠬᠦᠨᠳᠦᠯᠡᠬᠦ ᠶᠤᠰᠤ ᠢᠢ ᠬᠡᠳᠦ ᠬᠡᠳᠦᠨ ᠠᠷᠭ᠎ᠠ ᠬᠡᠯᠪᠡᠷᠢ ᠪᠡᠷ ᠰᠤᠷᠵᠤ ᠪᠠᠢᠢᠵᠡᠢ ᠃ ᠡᠴᠢᠭᠡ ᠡᠬᠡ ᠨᠢ ᠮᠡᠨᠳᠦᠯᠡᠬᠦ ᠂ ᠬᠦᠨᠳᠦᠯᠡᠬᠦ ᠶᠣᠰᠤ ᠢᠢ ᠵᠢᠭᠠᠵᠤ ᠰᠤᠷᠭᠠᠳᠠᠭ ᠪᠠᠢᠢᠨ᠎ᠠ ᠃ ᠪᠠᠰᠠ ᠬᠡᠦᠬᠡᠳ ᠦᠳ ᠲᠣᠭᠯᠠᠵᠤ ᠨᠠᠭᠠᠳᠬᠤ ᠳᠠᠭᠠᠨ ᠪᠡᠢ᠎ᠡ ᠪᠡᠶ᠎ᠡ ᠪᠠᠨ ᠬᠦᠨᠳᠦᠯᠡᠵᠦ ᠂ ᠮᠡᠨᠳᠦᠯᠡᠬᠦ ᠶᠣᠰᠤ ᠢᠢ ᠰᠦᠷᠳᠠᠭ ᠪᠦᠭᠡᠳ ᠡᠨᠡ ᠨᠢ ᠲᠣᠩ ᠴᠤ ᠰᠣᠨᠢᠷᠬᠠᠯᠲᠠᠢ ᠃ ᠣᠳᠤ ᠬᠦᠷᠲᠡᠯ᠎ᠡ ᠶᠡᠬᠡᠩᠬᠢ ᠨᠤᠲᠤᠭ ᠲᠤ ᠬᠡᠷᠡᠭᠯᠡᠭᠰᠡᠭᠡᠷ ᠪᠠᠢᠢᠨ᠎ᠠ ᠃ ᠬᠡᠦᠬᠡᠳ ᠲᠡ ᠪᠦᠬᠦᠨ ᠨᠠᠭᠠᠳᠴᠤ ᠲᠣᠭᠯᠠᠬᠤ ᠳᠠᠭᠠᠨ ᠪᠦᠳᠦᠭᠡᠯᠴᠢ ᠪᠠᠷ ᠠᠪᠵᠤ ᠬᠡᠷᠡᠭᠯᠡᠨ ᠂ ᠬᠦᠨᠳᠦᠯᠡᠬᠦ ᠂ ᠮᠡᠨᠳᠦᠯᠡᠬᠦ ᠂ ᠲᠠᠯᠠᠷᠬᠠᠬᠤ ᠶᠣᠰᠤᠨ ᠢ ᠡᠵᠡᠮᠰᠢᠭᠡᠷᠡᠢ ᠃ ᠡᠨᠡ ᠳᠣᠭᠯᠠᠭᠠᠮ ᠪᠣᠯ ᠭᠡᠷ ᠪᠠᠷᠢᠬᠤ ᠲᠣᠭᠯᠠᠭᠠᠮ ᠃ ᠬᠡᠳᠦᠨ ᠴᠦ ᠬᠡᠦᠬᠡᠳ ᠲᠣᠭᠯᠠᠵᠦ ᠪᠣᠯᠳᠠᠭ ᠂ ᠡᠬᠢᠯᠡᠬᠡᠳ ᠬᠡᠦᠬᠡᠳ ᠲᠤᠰ ᠲᠤᠰ ᠤᠨ ᠭᠡᠷ ᠢ ᠴᠢᠯᠠᠭᠤ ᠪᠡᠷ ᠪᠠᠷᠢᠨ᠎ᠠ ᠃
ᠭᠡᠷ ᠪᠠᠷᠢᠭᠰᠠᠨ ᠤ ᠳᠠᠷᠠᠭ᠎ᠠ ᠪᠡᠢ᠎ᠡ ᠪᠠᠢᠡ ᠪᠡᠨ ᠭᠡᠷ ᠲᠡᠭᠡᠨ ᠢᠷᠡᠵᠦ ᠴᠠᠢ ᠤᠤᠭᠤᠬᠤ ᠢᠢ ᠤᠷᠢᠨ᠎ᠠ ᠃ ᠲᠡᠭᠡᠬᠦ ᠳᠡᠭᠡᠨ ᠲᠠ ᠮᠠᠨ ᠤ ᠳᠤ ᠮᠣᠷᠢᠯᠠᠨ ᠣᠴᠢᠵᠤ ᠴᠠᠢ ᠵᠣᠭᠤᠭᠯᠠᠨ᠎ᠠ ᠊ᠤᠤ? ᠭᠡᠵᠦ ᠬᠡᠯᠡᠳᠡᠭ ᠃ ᠢᠩᠭᠢᠬᠡᠳ ᠴᠠᠢ ᠤᠤᠭᠤᠬᠤ ᠪᠠᠷ ᠮᠤᠷᠢ ᠪᠠᠨ (ᠱᠠᠭᠠᠢ) ᠤᠨᠤᠵᠤ ᠢᠷᠡᠬᠦ ᠳᠦ ᠭᠡᠷ ᠦᠨ ᠣᠵᠡᠨ ᠤᠭᠲᠤᠵᠤ ᠂ ᠮᠤᠷᠢᠨ ᠤ ᠴᠤᠯᠪᠤᠭᠤᠷ ᠢ ᠠᠪᠴᠤ ᠪᠠᠭᠤᠯᠭᠠᠨ᠎ᠠ᠃ ᠪᠠᠭᠤᠭᠰᠠᠨ ᠤ ᠳᠠᠷᠠᠭ᠎ᠠ ᠮᠣᠷᠢ ᠢᠢ ᠨᠢ ᠤᠶᠠᠭᠠᠳ ᠡᠭᠦᠳᠡ ᠪᠡᠨ ᠰᠡᠬᠦᠵᠦ ᠬᠠᠭᠠᠯᠭ᠎ᠠ ᠪᠠᠨ ᠨᠡᠭᠡᠭᠡᠭᠡᠳ《ᠲᠠ ᠮᠣᠷᠢᠯᠠᠨ ᠣᠷᠡᠨᠠ ᠊ᠤᠤ?》ᠭᠡᠳᠡᠭ ᠃ ᠳᠡᠭᠡᠭᠦ ᠳᠦᠨᠢ ᠨᠦᠭᠦᠭᠡ ᠬᠦᠮᠦᠨ ᠬᠡᠷ ᠲᠦ ᠣᠷᠣᠵᠤ ᠪᠠᠷᠠᠭᠤᠨ ᠲᠠᠯ᠎ᠠ ᠳᠤᠨᠢ ᠰᠠᠭᠤᠨ᠎ᠠ ᠃ ᠢᠩᠭᠢᠭᠰᠡᠨ ᠤ ᠲᠠᠷᠠᠭ᠎ᠠ ᠮᠠᠨᠳᠤᠯᠠᠨ᠎ᠠ ᠃ ᠭᠤᠤᠯᠴᠠᠭᠤ《ᠲᠠ ᠠᠮᠤᠷᠬᠠᠨ ᠰᠠᠢᠢᠨ ᠪᠠᠢᠢᠨ᠎ᠠ ᠊ᠤᠤ ? ᠰᠣᠨᠢᠨ ᠰᠠᠢᠢᠬᠠᠨ ᠶᠠᠭᠤ ᠲᠠᠢ ᠪᠠᠢᠢᠨ᠎ᠠ ? ᠳᠠᠷᠭᠠᠨ ᠲᠠᠪᠠᠲᠠᠢ ᠵᠤᠰᠠᠵᠤ ᠪᠠᠢᠢᠨ᠎ᠠ ᠊ᠤᠤ ? ᠬᠡᠵᠦ ᠮᠡᠨᠳᠦᠯᠡᠳᠡᠭ ᠃ ᠮᠡᠨᠳᠦ ᠮᠡᠳᠡᠭᠰᠡᠨ ᠦ ᠲᠠᠷᠠᠭ᠎ᠠ ᠴᠠᠢ ᠂ ᠢᠳᠡᠭᠡ ᠂ ᠪᠣᠳᠠᠭ᠎ᠠ ᠪᠠᠷᠢᠳᠠᠭ ᠃ ᠮᠥᠨ ᠰᠠᠢᠢᠨ ᠰᠠᠢᠢᠬᠠᠨ ᠪᠡᠯᠭᠡ ᠦᠭᠡ ᠪᠡᠷ ᠢᠷᠦᠭᠡᠵᠦ ᠂ ᠬᠦᠨᠳᠦᠳᠭᠡᠯ ᠲᠡᠢ ᠪᠡᠷ ᠦᠳᠡᠨ ᠮᠣᠷᠳᠠᠭᠤᠯᠳᠠᠭ᠃
No comments:
Post a Comment