7/31/2013

Isaac Newton (ᠢᠰᠠᠻ ᠨᠢᠶᠦ᠋ᠲ᠋ᠣᠨ ᠪᠤᠶᠤ ᠨᠠᠪᠴᠢ ᠲᠠᠰᠤᠷᠠᠬᠤᠢ)《 ᠰᠢᠷᠠᠯᠠᠭᠰᠠᠨ ᠮᠣᠳᠤᠨ ᠤ ᠨᠠᠪᠴᠢ ᠬᠣᠶᠠᠷ ᠨᠢᠭᠡ ᠪᠡᠷ ᠤᠨᠠᠬᠤ ᠳᠤ ᠰᠡᠳᠬᠢᠯ ᠦᠨ ᠳᠣᠲᠣᠷᠡᠬᠢ ᠤᠢᠢᠳᠬᠠᠷᠳᠤ ᠶᠠᠪᠤᠳᠠᠯ ᠬᠠᠶᠠ ᠬᠠᠶᠠ ᠪᠣᠳᠤᠭᠳᠠᠨ᠎ᠠ 》 ᠭᠡᠵᠦ ᠶᠡᠬᠡ ᠵᠣᠬᠢᠶᠠᠯᠴᠢ ᠳᠠ‍᠂ ᠨᠠᠴᠤᠭᠳᠣᠷᠵᠢ ᠮᠠᠨᠢ ᠰᠢᠯᠦᠭᠯᠡᠭᠰᠡᠨ ᠪᠠᠢᠢᠳᠠᠭ᠃ ᠭᠡᠪᠡᠴᠦ ᠨᠡᠪᠴᠢ ᠶᠠᠭᠠᠬᠢᠭᠠᠳ ᠤᠨᠠᠬᠤ ᠪᠣᠯᠪᠠ? ᠪᠠᠢᠢᠭᠠᠯᠢ ᠢᠢᠨ ᠵᠢᠮ᠎ᠠ ᠪᠠᠷ ᠬᠠᠳᠠᠵᠤ ᠭᠠᠩᠳᠠᠵᠤ ᠮᠦᠴᠢᠷ ᠡᠴᠡ ᠪᠡᠨ ᠳᠠᠰᠤᠷᠠᠨ ᠰᠠᠯᠵᠤ᠂ ᠰᠠᠯᠬᠢᠨ ᠤ ᠠᠶᠠᠰ ᠢᠢᠠᠷ ᠬᠡᠢᠢᠰᠦᠨ ᠬᠡᠢᠢᠰᠦᠰᠡᠭᠡᠷ ᠭᠠᠵᠠᠷ ᠲᠤ ᠤᠨᠠᠵᠠᠢ᠃ ᠬᠠᠷᠢᠨ ᠹᠢᠽᠢᠻ ᠦᠨ ᠬᠠᠤᠯᠢ ᠪᠠᠷ ᠪᠣᠯ ᠭᠠᠵᠠᠷ ᠤᠨ ᠲᠠᠳᠠᠬᠤ ᠬᠦᠴᠦᠨ ᠦ ᠦᠢᠯᠡᠴᠢᠯᠡᠯ ᠢᠢᠡᠷ ᠤᠨᠠᠭᠰᠠᠨ ᠪᠠᠢᠢᠨ᠎ᠠ᠃ ᠢᠩᠭᠢᠵᠦ ᠳᠡᠯᠡᠬᠡᠢ ᠵᠦᠪᠬᠡᠨ ᠦᠪᠡᠷ ᠲᠡᠭᠡᠷ᠎ᠡ ᠪᠡᠨ ᠪᠠᠢᠢᠭ᠎ᠠ ᠶᠠᠭᠤᠮᠠᠰ ᠪᠣᠯᠤᠨ ᠥᠪᠡᠷ ᠦᠨ ᠳᠠᠭᠠᠭᠤᠯᠢ ᠰᠠᠷᠠ ᠢᠢ ᠳᠠᠳᠠᠭᠠᠳ ᠵᠣᠭᠰᠤᠬᠤ ᠦᠭᠡᠢ ᠪᠣᠰᠤᠳ ᠭᠠᠷᠠᠭ ᠲᠠᠢ᠂ ᠨᠠᠷᠠ ᠲᠠᠢ ᠲᠠᠲᠠᠯᠴᠠᠳᠠᠭ ᠪᠠᠢᠢᠨ᠎ᠠ᠃ ᠡᠢᠢᠨ ᠬᠦ ᠣᠳᠤ᠂ ᠭᠠᠷᠠᠭ ᠡᠷᠬᠡᠰ ᠬᠣᠭᠤᠷᠤᠨᠳᠤ ᠪᠠᠨ ᠲᠠᠳᠠᠯᠴᠠᠬᠤ ᠢᠢ ᠪᠦᠬᠦ ᠶᠢᠷᠲᠢᠨᠴᠦ ᠢᠢᠨ ᠲᠠᠲᠠᠯᠴᠠᠯ ᠭᠡᠨ᠎ᠡ᠃ ᠪᠦᠭᠦ ᠶᠢᠷᠲᠢᠨᠴᠦ ᠢᠢᠨ ᠲᠠᠲᠠᠯᠴᠠᠯ ᠤᠨ ᠬᠠᠤᠯᠢ ᠢᠢ ᠠᠩᠭ᠌ᠯᠢ ᠢᠢᠨ ᠠᠯᠳᠠᠷᠲᠤ ᠹᠢᠽᠢᠻᠴᠢ ᠊ ᠮᠠᠲ᠋ᠧᠮᠠᠲ᠋ᠢᠬᠴᠢ᠂ ᠰᠣᠩᠭᠤᠳᠠᠭ ᠮᠧᠬᠠᠨᠢᠭ ᠢ ᠦᠨᠳᠦᠰᠦᠯᠠᠭᠴᠢ ᠢᠰᠠᠻ ᠨᠢᠶᠦ᠋ᠲ᠋ᠣᠨ ᠨᠡᠭᠡᠭᠡᠭᠰᠡᠨ ᠶᠤᠮ᠃ ᠲᠡᠷᠡ ᠪᠡᠷ ᠳ᠋ᠢᠹᠹᠧᠷᠧᠨ᠍ᠽᠢᠶᠠᠯ ᠪᠠ ᠢᠨ᠍ᠲ᠋ᠧᠭᠷᠠᠯ ᠲᠣᠭᠠᠯᠠᠯ ᠤᠨ ᠦᠨᠳᠤᠰᠤ ᠢᠢ ᠪᠣᠯᠪᠠᠰᠤᠷᠠᠭᠤᠯᠤᠭᠰᠠᠨ ᠪᠦᠬᠡᠳ ᠴᠠᠭᠠᠨ ᠭᠡᠷᠡᠯ ᠢ ᠵᠠᠳᠠᠯᠬᠤ ᠳᠤᠷᠰᠢᠯᠳᠠ ᠢᠢ ᠠᠩᠬ᠎ᠠ ᠬᠢᠭᠰᠡᠨ ᠨᠢ ᠦᠩᠭᠡᠳᠦ ᠳᠧᠯᠧᠸᠢᠽᠦᠷ ᠤᠨ ᠡᠬᠡ ᠦᠨᠳᠦᠰᠦ ᠪᠣᠯᠤᠬᠰᠠᠨ ᠶᠤᠮ᠃ ᠢᠰᠠᠻ ᠨᠢᠶᠦ᠋ᠲ᠋ᠦᠨ ᠦ ᠨᠡᠭᠡᠭᠡᠯᠲᠡ ᠰᠢᠨᠵᠢᠯᠡᠬᠦ ᠤᠬᠠᠭᠠᠨ ᠤ ᠬᠦᠭᠵᠢᠯ ᠳᠦ ᠠᠰᠠᠷᠤ ᠶᠡᠬᠡ ᠬᠤᠪᠢ ᠨᠡᠮᠡᠷᠢ ᠣᠷᠤᠭᠤᠯᠤᠭᠰᠠᠨ ᠦᠴᠢᠷ ᠠᠴᠠ ᠳ᠋ᠢᠨᠠᠮᠢᠭ ᠤᠨ ᠦᠨᠳᠦᠰᠦᠨ ᠤᠬᠠᠭᠳᠠᠬᠤᠨ ᠪᠣᠯᠬᠤ ᠬᠦᠴᠦᠨ ᠦ ᠨᠢᠬᠡᠴᠡ ᠢᠢ ᠳᠡᠭᠦᠨ ᠦ ᠨᠡᠷ᠎ᠡ ᠪᠡᠷ ᠨᠡᠷᠡᠯᠡᠭᠰᠡᠨ ᠶᠤᠮ᠃


《 ᠰᠢᠷᠠᠯᠠᠭᠰᠠᠨ ᠮᠣᠳᠤᠨ ᠤ ᠨᠠᠪᠴᠢ ᠬᠣᠶᠠᠷ ᠨᠢᠭᠡ ᠪᠡᠷ ᠤᠨᠠᠬᠤ ᠳᠤ ᠰᠡᠳᠬᠢᠯ ᠦᠨ ᠳᠣᠲᠣᠷᠡᠬᠢ ᠤᠢᠢᠳᠬᠠᠷᠳᠤ ᠶᠠᠪᠤᠳᠠᠯ ᠬᠠᠶᠠ ᠬᠠᠶᠠ ᠪᠣᠳᠤᠭᠳᠠᠨ᠎ᠠ 》 ᠭᠡᠵᠦ ᠶᠡᠬᠡ ᠵᠣᠬᠢᠶᠠᠯᠴᠢ ᠳᠠ‍᠂ ᠨᠠᠴᠤᠭᠳᠣᠷᠵᠢ ᠮᠠᠨᠢ ᠰᠢᠯᠦᠭᠯᠡᠭᠰᠡᠨ ᠪᠠᠢᠢᠳᠠᠭ᠃ ᠭᠡᠪᠡᠴᠦ ᠨᠡᠪᠴᠢ ᠶᠠᠭᠠᠬᠢᠭᠠᠳ ᠤᠨᠠᠬᠤ ᠪᠣᠯᠪᠠ? ᠪᠠᠢᠢᠭᠠᠯᠢ ᠢᠢᠨ ᠵᠢᠮ᠎ᠠ ᠪᠠᠷ ᠬᠠᠳᠠᠵᠤ ᠭᠠᠩᠳᠠᠵᠤ ᠮᠦᠴᠢᠷ ᠡᠴᠡ ᠪᠡᠨ ᠳᠠᠰᠤᠷᠠᠨ ᠰᠠᠯᠵᠤ᠂ ᠰᠠᠯᠬᠢᠨ ᠤ ᠠᠶᠠᠰ ᠢᠢᠠᠷ ᠬᠡᠢᠢᠰᠦᠨ ᠬᠡᠢᠢᠰᠦᠰᠡᠭᠡᠷ ᠭᠠᠵᠠᠷ ᠲᠤ ᠤᠨᠠᠵᠠᠢ᠃ ᠬᠠᠷᠢᠨ ᠹᠢᠽᠢᠻ ᠦᠨ ᠬᠠᠤᠯᠢ ᠪᠠᠷ ᠪᠣᠯ ᠭᠠᠵᠠᠷ ᠤᠨ ᠲᠠᠳᠠᠬᠤ ᠬᠦᠴᠦᠨ ᠦ ᠦᠢᠯᠡᠴᠢᠯᠡᠯ ᠢᠢᠡᠷ ᠤᠨᠠᠭᠰᠠᠨ ᠪᠠᠢᠢᠨ᠎ᠠ᠃ ᠢᠩᠭᠢᠵᠦ ᠳᠡᠯᠡᠬᠡᠢ ᠵᠦᠪᠬᠡᠨ ᠦᠪᠡᠷ ᠲᠡᠭᠡᠷ᠎ᠡ ᠪᠡᠨ ᠪᠠᠢᠢᠭ᠎ᠠ ᠶᠠᠭᠤᠮᠠᠰ ᠪᠣᠯᠤᠨ ᠥᠪᠡᠷ ᠦᠨ ᠳᠠᠭᠠᠭᠤᠯᠢ ᠰᠠᠷᠠ ᠢᠢ ᠳᠠᠳᠠᠭᠠᠳ ᠵᠣᠭᠰᠤᠬᠤ ᠦᠭᠡᠢ ᠪᠣᠰᠤᠳ ᠭᠠᠷᠠᠭ ᠲᠠᠢ᠂ ᠨᠠᠷᠠ ᠲᠠᠢ ᠲᠠᠲᠠᠯᠴᠠᠳᠠᠭ ᠪᠠᠢᠢᠨ᠎ᠠ᠃
ᠡᠢᠢᠨ ᠬᠦ ᠣᠳᠤ᠂ ᠭᠠᠷᠠᠭ ᠡᠷᠬᠡᠰ ᠬᠣᠭᠤᠷᠤᠨᠳᠤ ᠪᠠᠨ ᠲᠠᠳᠠᠯᠴᠠᠬᠤ ᠢᠢ ᠪᠦᠬᠦ ᠶᠢᠷᠲᠢᠨᠴᠦ ᠢᠢᠨ ᠲᠠᠲᠠᠯᠴᠠᠯ ᠭᠡᠨ᠎ᠡ᠃ ᠪᠦᠭᠦ ᠶᠢᠷᠲᠢᠨᠴᠦ ᠢᠢᠨ ᠲᠠᠲᠠᠯᠴᠠᠯ ᠤᠨ ᠬᠠᠤᠯᠢ ᠢᠢ ᠠᠩᠭ᠌ᠯᠢ ᠢᠢᠨ ᠠᠯᠳᠠᠷᠲᠤ ᠹᠢᠽᠢᠻᠴᠢ ᠊ ᠮᠠᠲ᠋ᠧᠮᠠᠲ᠋ᠢᠬᠴᠢ᠂ ᠰᠣᠩᠭᠤᠳᠠᠭ ᠮᠧᠬᠠᠨᠢᠭ ᠢ ᠦᠨᠳᠦᠰᠦᠯᠠᠭᠴᠢ ᠢᠰᠠᠻ ᠨᠢᠶᠦ᠋ᠲ᠋ᠣᠨ ᠨᠡᠭᠡᠭᠡᠭᠰᠡᠨ ᠶᠤᠮ᠃ ᠲᠡᠷᠡ ᠪᠡᠷ ᠳ᠋ᠢᠹᠹᠧᠷᠧᠨ᠍ᠽᠢᠶᠠᠯ ᠪᠠ ᠢᠨ᠍ᠲ᠋ᠧᠭᠷᠠᠯ ᠲᠣᠭᠠᠯᠠᠯ ᠤᠨ ᠦᠨᠳᠤᠰᠤ ᠢᠢ ᠪᠣᠯᠪᠠᠰᠤᠷᠠᠭᠤᠯᠤᠭᠰᠠᠨ ᠪᠦᠬᠡᠳ ᠴᠠᠭᠠᠨ ᠭᠡᠷᠡᠯ ᠢ ᠵᠠᠳᠠᠯᠬᠤ ᠳᠤᠷᠰᠢᠯᠳᠠ ᠢᠢ ᠠᠩᠬ᠎ᠠ ᠬᠢᠭᠰᠡᠨ ᠨᠢ ᠦᠩᠭᠡᠳᠦ ᠳᠧᠯᠧᠸᠢᠽᠦᠷ ᠤᠨ ᠡᠬᠡ ᠦᠨᠳᠦᠰᠦ ᠪᠣᠯᠤᠬᠰᠠᠨ ᠶᠤᠮ᠃ ᠢᠰᠠᠻ ᠨᠢᠶᠦ᠋ᠲ᠋ᠦᠨ ᠦ ᠨᠡᠭᠡᠭᠡᠯᠲᠡ ᠰᠢᠨᠵᠢᠯᠡᠬᠦ ᠤᠬᠠᠭᠠᠨ ᠤ ᠬᠦᠭᠵᠢᠯ ᠳᠦ ᠠᠰᠠᠷᠤ ᠶᠡᠬᠡ ᠬᠤᠪᠢ ᠨᠡᠮᠡᠷᠢ ᠣᠷᠤᠭᠤᠯᠤᠭᠰᠠᠨ ᠦᠴᠢᠷ ᠠᠴᠠ ᠳ᠋ᠢᠨᠠᠮᠢᠭ ᠤᠨ ᠦᠨᠳᠦᠰᠦᠨ ᠤᠬᠠᠭᠳᠠᠬᠤᠨ ᠪᠣᠯᠬᠤ ᠬᠦᠴᠦᠨ ᠦ ᠨᠢᠬᠡᠴᠡ ᠢᠢ ᠳᠡᠭᠦᠨ ᠦ ᠨᠡᠷ᠎ᠡ ᠪᠡᠷ ᠨᠡᠷᠡᠯᠡᠭᠰᠡᠨ ᠶᠤᠮ᠃


7/28/2013

Газар газрын мэндлэх ёс. ( ᠭᠠᠵᠠᠷ ᠭᠠᠵᠠᠷ ᠤᠨ ᠮᠡᠨᠳᠦᠯᠡᠬᠦ ᠶᠣᠰᠤ )
ᠭᠠᠵᠠᠷ ᠭᠠᠵᠠᠷ ᠤᠨ ᠮᠡᠨᠳᠦᠯᠡᠬᠦ ᠶᠣᠰᠤ
ᠤᠯᠤᠰ ᠦᠨᠳᠦᠰᠦᠲᠡᠨ ᠪᠦᠷᠢ ᠢᠢᠨ ᠮᠡᠨᠳᠦᠯᠡᠬᠦ ᠶᠣᠰᠤ ᠥᠪᠡᠷ ᠦᠨ ᠥᠪᠡᠷᠮᠢᠴᠡ ᠤᠨᠴᠠᠯᠢᠭ᠂ ᠪᠡᠯᠭᠡᠳᠡᠯ ᠲᠡᠢ ᠪᠠᠢᠢᠳᠠᠭ᠃ ᠵᠢᠱᠢᠢ ᠎ᠡ ᠨᠢ᠄ ᠬᠢᠳᠠᠳ ᠬᠦᠮᠦᠨ ᠬᠣᠶᠠᠷ ᠭᠠᠷ ᠢᠢᠠᠨ ᠠᠳᠬᠠᠳ ᠨᠡᠢᠢᠯᠡᠬᠦᠯᠵᠦ᠂ ᠡᠷᠡᠬᠡᠢ ᠬᠤᠷᠤᠭᠠ ᠪᠠᠨ ᠳᠡᠭᠡᠭᠰᠢ ᠪᠣᠯᠬᠠᠵᠤ᠂ ᠴᠡᠭᠡᠵᠢᠨ ‍ᠳᠡᠭᠡᠨ ᠪᠠᠷᠢᠭᠠᠳ᠂ ᠮᠡᠬᠦᠢᠢᠨ ᠮᠡᠨᠳᠦᠯᠡᠳᠡᠭ᠃ ᠲᠦᠪᠡᠳ ᠬᠦᠮᠦᠨ ᠮᠠᠯᠠᠭᠠᠢ ᠪᠠᠨ ᠪᠠᠷᠢᠭᠤᠨ ᠭᠠᠷ ᠲᠠᠭᠠᠨ ᠪᠠᠷᠢᠵᠤ᠂ ᠵᠡᠭᠦᠨ ᠭᠠᠷ ᠢᠢᠠᠨ ᠴᠢᠬᠢᠨ ᠳᠡᠭᠡᠷ ᠎ᠡ ᠲᠠᠯᠪᠢᠭᠠᠳ᠂ ᠬᠡᠯᠡ ᠪᠡᠨ ᠴᠤᠬᠤᠢᠢᠯᠭᠠᠨ ᠮᠡᠨᠳᠦᠯᠡᠨ᠎ᠡ᠃ ᠰᠢᠨ᠎ᠡ ᠽᠧᠯᠠᠨ‍ᠳ᠋ ᠦᠨ (New Zealand, Шинэ Зеландын ) ᠮᠡᠢᠢᠷᠢ ᠣᠪᠤᠭ ᠤᠨ ᠬᠢᠨ ᠬᠠᠮᠠᠷ ᠤᠨ ᠢᠢᠠᠨ ᠥᠵᠦᠬᠦᠷ ᠢ ᠨᠡᠢᠢᠯᠡᠭᠦᠯᠦᠨ ᠮᠡᠨᠳᠤᠯᠡᠳᠡᠭ᠃ ᠡᠨᠡᠳᠬᠡᠭ ᠬᠦᠮᠦᠨ ᠬᠣᠶᠠᠷ ᠭᠠᠷ ᠢᠢᠠᠨ ᠵᠠᠯᠪᠠᠷᠢᠬᠤ ᠪᠠᠢᠢᠳᠠᠯ ᠢᠢᠠᠷ ᠨᠡᠢᠢᠯᠡᠭᠦᠯᠦᠨ᠂ ᠡᠮᠤᠨ᠎ᠡ ᠪᠡᠨ ᠪᠠᠷᠢᠵᠤ ᠨᠠᠮᠠᠨᠴᠢᠯᠠᠨ ᠮᠡᠨᠳᠤᠯᠡᠨ᠎ᠡ᠃
ᠡᠮᠤᠨᠡᠳᠦ ᠠᠹᠷᠢᠻᠠ ᠢᠢᠨ (Africa, Африкын) ᠵᠠᠷᠢᠮ ᠶᠠᠰᠤᠳᠠᠨ ᠠᠯᠠᠭ᠎ᠠ᠎ᠪᠠᠨ ᠴᠡᠭᠡᠵᠢᠨ ‍ᠳᠡᠭᠡᠨ ᠳᠡᠯᠡᠰᠳᠡᠭ᠃ ᠮᠣᠩᠭᠤᠯᠴᠤᠳ ᠪᠣᠯ ᠭᠠᠷ ᠪᠠᠷᠢᠵᠤ ᠮᠡᠨᠳᠦᠯᠡᠳᠡᠭ  ᠦᠭᠡᠢ᠃ ᠬᠣᠶᠠᠷ ᠭᠠᠷ ᠤᠨ ᠠᠯᠠᠭ᠎ᠠ ᠪᠠᠨ ᠳᠡᠯᠭᠡᠨ᠂ ᠮᠡᠬᠦᠢᠢᠵᠦ ᠠᠮᠤᠷ ᠢ ᠡᠷᠢᠳᠡᠭ᠃ ᠪᠠᠭᠰᠢ᠂ ᠡᠴᠢᠭᠡ ᠡᠬᠡ ᠵᠡᠷᠬᠡ ᠬᠦᠨᠳᠦᠲᠦ ᠬᠦᠮᠦᠨ ᠦ ᠠᠮᠤᠷ ᠢ ᠡᠷᠢᠬᠦ ‍ᠳᠡᠭᠡᠨ ᠰᠦᠭᠦᠳᠬᠦ᠂ ᠮᠦᠷᠭᠦᠬᠦ ᠵᠡᠷᠭᠡ ᠪᠡᠷ ᠶᠡᠬᠡ ᠬᠦᠨᠳᠦᠳᠬᠡᠯ ᠢᠢᠡᠨ ᠢᠯᠡᠷᠬᠡᠢᠢᠯᠡᠳᠡᠭ᠃ ᠭᠠᠵᠠᠷ ᠭᠠᠵᠠᠷ ᠤᠨ ᠶᠣᠰᠤ ᠢᠢ ᠪᠦᠳᠦᠭᠦᠯᠢᠭ᠂ ᠪᠣᠯᠪᠠᠰᠤᠨ ᠭᠡᠵᠦ ᠢᠯᠭᠠᠨ ᠶᠠᠷᠢᠵᠤ ᠪᠣᠯᠬᠤ ᠦᠭᠡᠢ᠂ ᠬᠠᠷᠢᠨ ᠦᠨᠳᠦᠰᠦᠳᠡᠨ ᠪᠦᠷᠢ ᠢᠢᠨ ᠶᠣᠰᠤ ᠢᠢ ᠬᠦᠨᠳᠦᠳᠬᠡᠨ ᠰᠤᠷᠬᠤ ᠨᠢ ᠰᠣᠶᠤᠯ ᠲᠠᠢ ᠢᠢᠨ ᠰᠢᠨᠵᠢ ᠶᠤᠮ᠃ Ш.Чоймаа, Монгол ёс заншил, уламжлалт ухаанаа заан сургагч нарт тус дэм номоос.


7/25/2013

Мэнд мэдэх ёс (4) ( ᠮᠡᠨᠳᠦ ᠮᠡᠳᠡᠬᠦ ᠶᠣᠰᠤ )

Ш.Чоймаа, Монгол ёс заншил, уламжлалт ухаанаа заан сургагч нарт тус дэм номоос.

7/23/2013

Мэнд мэдэх ёс (3) ( ᠮᠡᠨᠳᠦ ᠮᠡᠳᠡᠬᠦ ᠶᠣᠰᠤ )


Ш.Чоймаа, Монгол ёс заншил, уламжлалт ухаанаа заан сургагч нарт тус дэм номоос.

7/22/2013

Мэнд мэдэх ёс (2) ( ᠮᠡᠨᠳᠦ ᠮᠡᠳᠡᠬᠦ ᠶᠣᠰᠤ )

Ш.Чоймаа, Монгол ёс заншил, уламжлалт ухаанаа заан сургагч нарт тус дэм номоос.

Мэнд мэдэх ёс (1) ( ᠮᠡᠨᠳᠦ ᠮᠡᠳᠡᠬᠦ ᠶᠣᠰᠤ )

Ш.Чоймаа,  Монгол ёс заншил, уламжлалт ухаанаа заан сургагч нарт тус дэм номоос.