10/30/2013

Анд барилдах уламжлал (2)

Тэр цагийн андын журмыг Ван хан ч даган мөрдсөн байдаг билээ. Монголчууд аман тангаргаа машид эрхэмлэн хүндэтгэж явдаг тул нэгэнтээ андгайлан тангараглаж анд бололцвол, насан турш ах дүү мэт дотно нөхөрлөдөг байжээ. Тангараг гэдэгтэй адил утгатай андгай гэдэг үг ч мөн "анд" хэмээх үгээс үүссэн билээ. Монгол хэлний эртний тайлбар тольд "анд" хэмээх үгийг "андгайлж мөргөсөн ах дүү ба ашид итгэмжтэйгээр нөхөрлөгсөд харилцан анд хэмээх буй" гэж тайлбарлажээ. "Анд хүний амь нэгэн" хэмээх эртний монголын үг хэллэг нь андлах ёсын утга учрыг товч тодорхой тайлжээ. ...

ᠠᠨᠳᠠ ᠪᠠᠷᠢᠯᠳᠣᠬᠤ ᠤᠯᠠᠮᠵᠢᠯᠠᠯ(2)
ᠲᠡᠷᠡ ᠴᠠᠭ ᠤᠨ ᠠᠨᠳᠠ ᠶᠢᠨ ᠵᠢᠷᠤᠮ ᠢ ᠸᠠᠩ ᠬᠠᠨ ᠴᠤ ᠳᠠᠭᠠᠨ ᠮᠦᠷᠳᠡᠭᠰᠡᠨ ᠪᠠᠢᠢᠳᠠᠭ ᠪᠢᠯᠡ᠃ ᠮᠣᠩᠭᠤᠯᠴᠤᠳ ᠠᠮᠠᠨ ᠲᠠᠩᠭᠠᠷᠢᠭ ᠶᠢᠠᠨ ᠮᠠᠰᠢᠳᠠ ᠡᠷᠬᠢᠮᠯᠡᠨ ᠬᠦᠨᠳᠦᠳᠭᠡᠵᠦ ᠶᠠᠪᠤᠳᠠᠭ ᠲᠤᠯᠠ ᠨᠢᠭᠡᠨᠲᠡ ᠠᠨᠳᠠᠭᠠᠢᠢᠯᠠᠨ ᠲᠠᠩᠭᠠᠷᠢᠭᠯᠠᠵᠤ ᠠᠨᠳᠠ ᠪᠴᠯᠤᠯᠴᠠᠪᠠᠯ᠂ ᠨᠠᠰᠤᠨ ᠲᠤᠷᠰᠢ ᠠᠬ᠎ᠠ ᠳᠡᠭᠦᠦ ᠮᠡᠲᠦ ᠳᠣᠲᠤᠨᠤ ᠨᠥᠬᠦᠷᠯᠡᠳᠡᠭ ᠪᠠᠢᠢᠵᠡᠢ᠃ ᠲᠠᠩᠭᠠᠷᠢᠭ ᠭᠡᠳᠡᠭ ᠲᠡᠢ ᠠᠳᠠᠯᠢ ᠤᠳᠬ᠎ᠠ ᠲᠠᠢ ᠠᠨᠳᠠᠭᠠᠢ ᠭᠡᠳᠡᠭ ᠦᠭᠡ ᠴᠦ ᠮᠦᠨ (ᠠᠨᠳᠠ) ᠬᠡᠮᠡᠬᠦ ᠦᠭᠡ ᠡᠴᠡ ᠡᠭᠦᠰᠦᠭᠰᠡᠨ ᠪᠢᠯᠡ᠃ ᠮᠣᠩᠭᠤᠯ ᠬᠡᠯᠡ ᠦ ᠡᠷᠲᠡᠨ ᠦ ᠲᠠᠢᠢᠯᠪᠤᠷᠢ ᠲᠣᠯᠢ ᠳᠤ (ᠠᠨᠳᠠ) ᠬᠡᠮᠡᠬᠦ ᠦᠭᠡ ᠢᠶ (ᠠᠨᠳᠠᠭᠠᠢᠢᠯᠠᠵᠤ ᠮᠥᠷᠭᠦᠭᠰᠡᠨ ᠠᠬ᠎ᠠ ᠳᠡᠭᠦᠦ ᠪᠠ ᠠᠰᠢᠳᠠ ᠢᠲᠡᠭᠡᠮᠵᠢ ᠲᠡᠢ ᠪᠡᠷ ᠨᠥᠬᠦᠷᠯᠡᠭᠰᠡᠳ ᠬᠠᠷᠢᠯᠴᠠᠨ ᠠᠨᠳᠠ ᠬᠡᠮᠡᠬᠦ ᠪᠤᠢ) ᠭᠡᠵᠦ ᠲᠠᠢᠢᠯᠪᠦᠷᠢᠯᠠᠵᠢ᠃ (ᠠᠨᠳᠠ ᠬᠦᠮᠦᠨ ᠦ ᠠᠮᠢ ᠨᠢᠭᠡᠨ) ᠬᠡᠮᠡᠬᠦ ᠡᠷᠳᠡᠮ ᠦ ᠮᠣᠩᠭᠣᠯ ᠤᠨ ᠦᠭᠡ ᠬᠡᠯᠡᠯᠭᠡ ᠨᠢ ᠠᠨᠳᠠᠯᠠᠬᠤ ᠶᠣᠰᠤ ᠶᠢᠨ ᠤᠳᠬ᠎ᠠ ᠤᠴᠢᠷ ᠢ ᠲᠣᠪᠴᠢ ᠲᠣᠳᠣᠷᠬᠠᠢ ᠲᠠᠢᠢᠯᠵᠡᠢ᠃


10/25/2013

Анд барилдах уламжлал (1)

Андгайлан тангараглаж, ах дүү (эгч дүү) бололцох ёс бол монголчуудын маш эртний уламжлалт заншил юм. Адил бус овог аймгийн садан төрлийн холбоогүй хүмүүс насан турш сэтгэл нэгдэж, зовлон жаргалаа хуваалцаж явахаар ам алдан тангараглах ёсыг (анд бололцох), (ах дүү барилдах) хэмээдэг. Энэ нь 2 өөр овог аймаг, 2 өөр нутгийн хүмүүс харилцан ойртож, ах дүүгийн ёсоор нөхөрлөхийг хөхүүлэн дэмждэг эв эеийн сайхан ёс юм. Бидний сайн мэдэх (МНТ)-д тэмдэглэснээр, Чингис хаан, Хэрэйдийн Ван хантай цэргийн холбоо байгуулах үестээ, эцэг Есүхэй баатар бээр Ван хантай (анд бололцсон)-ыг дурдаж, эцгийн минь анд тул одоо та эцэг мэт буй заа хэмээн, хүү мэт хандах ёстойг сануулдаг. ...

Ш.Чоймаа, Монгол ёс заншил, уламжлалт ухаанаа заан сургагч нарт тус дэм номоос,

ᠠᠨᠳᠠ ᠪᠠᠷᠢᠯᠳᠣᠬᠤ ᠤᠯᠠᠮᠵᠢᠯᠠᠯ

ᠠᠨᠳᠠᠭᠠᠢᠢᠯᠠᠨ ᠲᠠᠩᠠᠷᠢᠭᠯᠠᠵᠤ᠂ ᠠᠬ᠎ᠠ ᠳᠡᠭᠦᠦ (ᠡᠭᠵᠢ ᠳᠡᠭᠦᠦ) ᠪᠣᠯᠣᠯᠴᠠᠬᠤ ᠶᠣᠰᠤ ᠪᠣᠯ ᠮᠣᠩᠭᠣᠯᠴᠤᠳ ᠤᠨ ᠮᠠᠰᠢ ᠡᠷᠳᠡᠨ ᠤ ᠤᠯᠠᠮᠵᠢᠯᠠᠯᠲᠤ ᠵᠠᠩᠰᠢᠯ ᠶᠣᠮ ᠃ ᠠᠳᠠᠯᠢ ᠪᠤᠰᠤ ᠰᠠᠳᠤᠨ ᠲᠥᠷᠥᠯ ᠤᠨ ᠬᠣᠯᠪᠣᠭ᠎ᠠ ᠦᠭᠡᠢ ᠬᠦᠮᠦᠰ ᠨᠠᠰᠤᠨ ᠲᠤᠷᠰᠢ ᠰᠡᠳᠬᠢᠯ ᠨᠢᠭᠡᠳᠴᠦ ᠂ ᠵᠣᠪᠠᠯᠠᠩ ᠵᠢᠷᠭᠠᠯ ᠶᠢᠠᠨ ᠬᠤᠪᠢᠶᠠᠯᠴᠠᠵᠤ ᠶᠠᠪᠤᠬᠤ ᠪᠠᠷ ᠠᠮᠠ ᠠᠯᠳᠠᠨ ᠲᠠᠩᠭᠠᠷᠢᠭᠯᠠᠬᠤ ᠶᠣᠰᠤ ᠢᠢ (ᠠᠨᠳᠠ ᠪᠣᠯᠤᠯᠴᠠᠬᠤ)᠂ (ᠠᠬ᠎ᠠ ᠳᠡᠭᠦᠦ ᠪᠠᠷᠢᠯᠳᠤᠬᠤ) ᠬᠡᠮᠡᠳᠡᠭ᠃ ᠡᠨᠡ ᠨᠢ ᠬᠣᠶᠠᠷ ᠦᠭᠡᠷ᠎ᠡ ᠣᠪᠤᠭ ᠠᠢᠢᠮᠠᠭ᠂ ᠬᠣᠶᠠᠷ ᠥᠭᠡᠷ᠎ᠡ ᠨᠤᠲᠤᠭ ᠤᠨ ᠬᠦᠮᠦᠰ ᠬᠠᠷᠢᠯᠴᠠᠨ ᠣᠢᠢᠷᠠᠳᠴᠤ ᠂ ᠠᠬ᠎ᠠ ᠳᠡᠭᠦᠦ ᠶᠢᠨ ᠶᠣᠰᠤ ᠪᠠᠷ ᠨᠥᠬᠦᠷᠯᠡᠬᠦ ᠶᠢ ᠬᠥᠬᠢᠭᠦᠯᠦᠨ ᠳᠡᠮᠵᠢᠳᠡᠭ ᠡᠪ ᠡᠢ᠎ᠡ ᠶᠢᠨ ᠰᠠᠢᠢᠬᠠᠨ ᠶᠣᠰᠤ ᠶᠤᠮ᠃ ᠪᠢᠳᠡᠨ ᠦ ᠰᠠᠢᠢᠨ ᠮᠡᠳᠡᠬᠦ (ᠮᠣᠩᠭᠤᠯ ᠤᠨ ᠨᠢᠭᠤᠴᠠ ᠲᠣᠪᠴᠢᠶᠠᠨ) ᠊ ᠳᠤ ᠲᠡᠮᠳᠡᠭᠯᠡᠭᠰᠡᠨ ᠶᠢᠡᠷ᠂ ᠴᠢᠩᠭᠢᠰ ᠬᠠᠭᠠᠨ᠂ ᠬᠡᠷᠡᠢᠢᠳ ᠦᠨ ᠸᠠᠩ ᠬᠠᠨ ᠲᠠᠢ ᠴᠡᠷᠢᠭ ᠦᠨ ᠬᠣᠯᠪᠤᠭ᠎ᠠ ᠪᠠᠢᠢᠭᠤᠯᠬᠤ ᠦᠶᠡᠰ ᠲᠦ ᠪᠡᠨ᠂ ᠡᠴᠢᠭᠡ ᠶᠢᠰᠦᠭᠡᠢ ᠪᠠᠭᠠᠲᠤᠷ ᠪᠠᠷ ᠸᠠᠩ ᠬᠠᠨ ᠲᠠᠢ (ᠠᠨᠳᠠ ᠪᠣᠯᠤᠯᠴᠠᠭᠰᠠᠨ)᠊ᠢ ᠳᠤᠷᠠᠳᠴᠤ᠂ ᠡᠴᠢᠭᠡ ᠶᠢᠨ ᠮᠢᠨᠢ ᠠᠨᠳᠠ ᠲᠤᠯᠠ ᠣᠳᠤ ᠲᠠ ᠡᠴᠢᠭᠡ ᠮᠢᠨᠦ ᠪᠤᠢ ᠵ᠎᠎ᠠ ᠬᠡᠮᠡᠨ᠂ ᠬᠦᠦ ᠮᠡᠳᠦ ᠬᠠᠨᠳᠤᠬᠤ ᠶᠣᠰᠤ ᠲᠠᠢ ᠶᠢ ᠰᠠᠨᠠᠭᠤᠯᠳᠠᠭ ᠃


10/21/2013

Ерөөлт мэнд (2)

...  Хариу үг нь:
  • Аман өлзийтэй болог
  • Ерөөлөөр болог
  • Мөр зохиг
  • Ерөөл бат оршиг
Ш. Чоймаа багшийн "Монгол ёс заншил, уламжлалт ухаанаа заан сургагч нарт тус дэм" номоос 


10/10/2013

Тоглож наадахдаа монгол ёс сурна.ᠲᠣᠭᠯᠠᠵᠤ ᠨᠠᠭᠠᠳᠬᠤ ᠳᠠᠭᠠᠨ ᠮᠣᠩᠭᠤᠯ ᠵᠣᠰᠤ ᠰᠤᠷᠤᠨ᠎ᠠ
ᠮᠡᠨᠳᠦᠯᠡᠬᠦ ᠂ ᠬᠦᠨᠳᠦᠯᠡᠬᠦ ᠶᠤᠰᠤ ᠢᠢ ᠬᠡᠳᠦ ᠬᠡᠳᠦᠨ ᠠᠷᠭ᠎ᠠ ᠬᠡᠯᠪᠡᠷᠢ ᠪᠡᠷ ᠰᠤᠷᠵᠤ ᠪᠠᠢᠢᠵᠡᠢ ᠃ ᠡᠴᠢᠭᠡ ᠡᠬᠡ ᠨᠢ ᠮᠡᠨᠳᠦᠯᠡᠬᠦ ᠂ ᠬᠦᠨᠳᠦᠯᠡᠬᠦ ᠶᠣᠰᠤ ᠢᠢ ᠵᠢᠭᠠᠵᠤ ᠰᠤᠷᠭᠠᠳᠠᠭ ᠪᠠᠢᠢᠨ᠎ᠠ ᠃ ᠪᠠᠰᠠ ᠬᠡᠦᠬᠡᠳ ᠦᠳ ᠲᠣᠭᠯᠠᠵᠤ ᠨᠠᠭᠠᠳᠬᠤ ᠳᠠᠭᠠᠨ ᠪᠡᠢ᠎ᠡ ᠪᠡᠶ᠎ᠡ ᠪᠠᠨ ᠬᠦᠨᠳᠦᠯᠡᠵᠦ ᠂ ᠮᠡᠨᠳᠦᠯᠡᠬᠦ ᠶᠣᠰᠤ ᠢᠢ ᠰᠦᠷᠳᠠᠭ ᠪᠦᠭᠡᠳ ᠡᠨᠡ ᠨᠢ ᠲᠣᠩ ᠴᠤ ᠰᠣᠨᠢᠷᠬᠠᠯᠲᠠᠢ ᠃ ᠣᠳᠤ ᠬᠦᠷᠲᠡᠯ᠎ᠡ ᠶᠡᠬᠡᠩᠬᠢ ᠨᠤᠲᠤᠭ ᠲᠤ ᠬᠡᠷᠡᠭᠯᠡᠭᠰᠡᠭᠡᠷ ᠪᠠᠢᠢᠨ᠎ᠠ ᠃ ᠬᠡᠦᠬᠡᠳ ᠲᠡ ᠪᠦᠬᠦᠨ ᠨᠠᠭᠠᠳᠴᠤ ᠲᠣᠭᠯᠠᠬᠤ ᠳᠠᠭᠠᠨ ᠪᠦᠳᠦᠭᠡᠯᠴᠢ ᠪᠠᠷ ᠠᠪᠵᠤ ᠬᠡᠷᠡᠭᠯᠡᠨ ᠂ ᠬᠦᠨᠳᠦᠯᠡᠬᠦ ᠂ ᠮᠡᠨᠳᠦᠯᠡᠬᠦ ᠂ ᠲᠠᠯᠠᠷᠬᠠᠬᠤ  ᠶᠣᠰᠤᠨ ᠢ ᠡᠵᠡᠮᠰᠢᠭᠡᠷᠡᠢ ᠃ ᠡᠨᠡ ᠳᠣᠭᠯᠠᠭᠠᠮ ᠪᠣᠯ ᠭᠡᠷ ᠪᠠᠷᠢᠬᠤ ᠲᠣᠭᠯᠠᠭᠠᠮ ᠃ ᠬᠡᠳᠦᠨ ᠴᠦ ᠬᠡᠦᠬᠡᠳ ᠲᠣᠭᠯᠠᠵᠦ ᠪᠣᠯᠳᠠᠭ ᠂ ᠡᠬᠢᠯᠡᠬᠡᠳ ᠬᠡᠦᠬᠡᠳ ᠲᠤᠰ ᠲᠤᠰ ᠤᠨ ᠭᠡᠷ ᠢ ᠴᠢᠯᠠᠭᠤ ᠪᠡᠷ ᠪᠠᠷᠢᠨ᠎ᠠ ᠃


ᠭᠡᠷ ᠪᠠᠷᠢᠭᠰᠠᠨ ᠤ ᠳᠠᠷᠠᠭ᠎ᠠ ᠪᠡᠢ᠎ᠡ ᠪᠠᠢ᠎ᠡ ᠪᠡᠨ ᠭᠡᠷ ᠲᠡᠭᠡᠨ ᠢᠷᠡᠵᠦ ᠴᠠᠢ ᠤᠤᠭᠤᠬᠤ ᠢᠢ ᠤᠷᠢᠨ᠎ᠠ ᠃ ᠲᠡᠭᠡᠬᠦ ᠳᠡᠭᠡᠨ ᠲᠠ ᠮᠠᠨ ᠤ ᠳᠤ ᠮᠣᠷᠢᠯᠠᠨ ᠣᠴᠢᠵᠤ ᠴᠠᠢ ᠵᠣᠭᠤᠭᠯᠠᠨ᠎ᠠ ‍᠊ᠤᠤ? ᠭᠡᠵᠦ ᠬᠡᠯᠡᠳᠡᠭ ᠃ ᠢᠩᠭᠢᠬᠡᠳ ᠴᠠᠢ ᠤᠤᠭᠤᠬᠤ ᠪᠠᠷ ᠮᠤᠷᠢ ᠪᠠᠨ (ᠱᠠᠭᠠᠢ) ᠤᠨᠤᠵᠤ ᠢᠷᠡᠬᠦ ᠳᠦ ᠭᠡᠷ ᠦᠨ ᠣᠵᠡᠨ ᠤᠭᠲᠤᠵᠤ ᠂ ᠮᠤᠷᠢᠨ ᠤ ᠴᠤᠯᠪᠤᠭᠤᠷ ᠢ ᠠᠪᠴᠤ ᠪᠠᠭᠤᠯᠭᠠᠨ᠎ᠠ᠃ ᠪᠠᠭᠤᠭᠰᠠᠨ ᠤ ᠳᠠᠷᠠᠭ᠎ᠠ ᠮᠣᠷᠢ ᠢᠢ ᠨᠢ ᠤᠶᠠᠭᠠᠳ ᠡᠭᠦᠳᠡ ᠪᠡᠨ ᠰᠡᠬᠦᠵᠦ ᠬᠠᠭᠠᠯᠭ᠎ᠠ ᠪᠠᠨ ᠨᠡᠭᠡᠭᠡᠭᠡᠳ《ᠲᠠ ᠮᠣᠷᠢᠯᠠᠨ ᠣᠷᠡᠨ᠎ᠠ ᠊ᠤᠤ?》ᠭᠡᠳᠡᠭ ᠃ ᠳᠡᠭᠡᠭᠦ ᠳᠦᠨᠢ ᠨᠦᠭᠦᠭᠡ ᠬᠦᠮᠦᠨ ᠬᠡᠷ ᠲᠦ ᠣᠷᠣᠵᠤ ᠪᠠᠷᠠᠭᠤᠨ ᠲᠠᠯ᠎ᠠ  ᠳᠤᠨᠢ ᠰᠠᠭᠤᠨ᠎ᠠ ᠃ ᠢᠩᠭᠢᠭᠰᠡᠨ ᠤ ᠲᠠᠷᠠᠭ᠎ᠠ ᠮᠠᠨᠳᠤᠯᠠᠨ᠎ᠠ ᠃ ᠭᠤᠤᠯᠴᠠᠭᠤ《ᠲᠠ ᠠᠮᠤᠷᠬᠠᠨ ᠰᠠᠢᠢᠨ ᠪᠠᠢᠢᠨ᠎ᠠ ᠊ᠤᠤ ? ᠰᠣᠨᠢᠨ ᠰᠠᠢᠢᠬᠠᠨ ᠶᠠᠭᠤ ᠲᠠᠢ ᠪᠠᠢᠢᠨ᠎ᠠ ? ᠳᠠᠷᠭᠠᠨ ᠲᠠᠪᠠᠲᠠᠢ ᠵᠤᠰᠠᠵᠤ ᠪᠠᠢᠢᠨ᠎ᠠ ᠊ᠤᠤ ? ᠬᠡᠵᠦ ᠮᠡᠨᠳᠦᠯᠡᠳᠡᠭ ᠃ ᠮᠡᠨᠳᠦ ᠮᠡᠳᠡᠭᠰᠡᠨ ᠦ ᠲᠠᠷᠠᠭ᠎ᠠ ᠴᠠᠢ ᠂ ᠢᠳᠡᠭᠡ ᠂ ᠪᠣᠳᠠᠭ᠎ᠠ ᠪᠠᠷᠢᠳᠠᠭ ᠃ ᠮᠥᠨ ᠰᠠᠢᠢᠨ ᠰᠠᠢᠢᠬᠠᠨ ᠪᠡᠯᠭᠡ ᠦᠭᠡ ᠪᠡᠷ ᠢᠷᠦᠭᠡᠵᠦ ᠂ ᠬᠦᠨᠳᠦᠳᠭᠡᠯ ᠲᠡᠢ ᠪᠡᠷ ᠦᠳᠡᠨ ᠮᠣᠷᠳᠠᠭᠤᠯᠳᠠᠭ᠃